Амьдралын баталгаа
ᠨᠢᠭᠡᠨ
ᠪᠢᠴᠢᠬᠠᠨ ᠬᠦᠦ ᠡᠮ ᠦᠨ ᠰᠠᠩ ᠤᠨ ᠤᠲᠠᠰᠤᠨ ᠤ ᠪᠦᠬᠡᠭᠡᠭ ᠲᠦ ᠣᠷᠣᠭᠠᠳ᠂ ᠨᠢᠷᠤᠭᠤ ᠨᠢ ᠬᠦᠷᠬᠦ ᠦᠭᠡᠢ
ᠪᠠᠶᠢᠭᠰᠠᠨ ᠤᠴᠢᠷ ᠠᠴᠠ ᠤᠮᠳᠠᠭᠠᠨ ᠤ ᠬᠠᠶᠢᠷᠴᠠᠭ ᠥᠷᠢᠵᠦ᠂ ᠳᠡᠭᠡᠷ᠎ᠡ ᠨᠢ ᠭᠠᠷᠴᠤ ᠵᠣᠭᠰᠣᠯ᠎ᠠ᠃ ᠲᠡᠷᠡ
ᠤᠲᠠᠰᠤᠨ ᠤ ᠠᠫᠫᠠᠷᠠᠲᠠᠨ ᠳᠤ ᠠᠷᠠᠶᠢᠬᠢᠨ ᠬᠦᠷᠴᠦ᠂ ᠲᠣᠪᠴᠢᠯᠠᠭᠤᠷ ᠳᠡᠭᠡᠷ᠎ᠡ ᠳ᠋ᠤᠭᠠᠷ ᠢᠶᠠᠨ
ᠤᠷᠤᠭᠤᠯᠪᠠ.ᠡᠮ ᠦᠨ ᠰᠠᠩ ᠤᠨ ᠡᠵᠡᠨ ᠡᠶᠢᠮᠦ ᠵᠢᠭᠠᠬᠠᠨ ᠬᠡᠦᠬᠡᠳ ᠲᠦ ᠤᠲᠠᠰᠤ ᠪᠠᠷ ᠶᠠᠷᠢᠬᠤ ᠶᠢᠨ
ᠬᠡᠷᠡᠭ ᠤᠤ ᠪᠠᠶᠢᠳᠠᠭ ᠪᠢᠯᠡ ᠬᠡᠮᠡᠨ ᠭᠠᠶᠢᠬᠠᠵᠤ᠂ ᠲᠡᠭᠦᠨ ᠦ ᠤᠤ ᠬᠢᠵᠦ ᠪᠠᠶᠢᠭ᠎ᠠ ᠶᠢ ᠬᠡᠰᠡᠭ ᠵᠠᠭᠤᠷ᠎ᠠ
ᠰᠣᠨᠢᠷᠬᠠᠨ ᠠᠵᠢᠭᠯᠠᠵᠠᠢ᠃ ᠬᠦᠦ ᠤᠲᠠᠰᠤ ᠪᠠᠷ᠄ 《ᠬᠠᠲᠤᠭᠲᠠᠢ᠂
ᠪᠢ ᠲᠠᠨ ᠤ ᠵᠦᠯᠭᠡ ᠶᠢ ᠵᠠᠰᠠᠬᠤ ᠠᠵᠢᠯ ᠬᠢᠵᠦ ᠪᠣᠯᠬᠤ ᠤᠤ》 ᠭᠡᠵᠦ ᠠᠰᠠᠭᠤᠬᠤ ᠳᠤ᠂ ᠤᠲᠠᠰᠤᠨ ᠤ ᠨᠥᠭᠥᠭᠡ ᠦᠵᠦᠭᠦᠷ ᠲᠦ᠂ 《ᠠᠭᠤᠴᠢᠯᠠᠭᠠᠷᠠᠢ!
ᠪᠢ ᠠᠯᠢ ᠬᠡᠳᠦᠶᠢᠨ᠎ᠡ ᠪᠡᠨ ᠠᠵᠢᠯᠴᠢᠨ ᠠᠪᠴᠢᠬᠠᠭᠰᠠᠨ》 ᠬᠡᠮᠡᠨ ᠬᠠᠷᠢᠭᠤᠯᠠᠬᠤ ᠨᠢ ᠰᠣᠨᠣᠰᠤᠭᠳᠠᠪᠠ᠃ ᠬᠦᠦ᠄ 《ᠬᠠᠲᠤᠭᠲᠠᠢ᠂
ᠪᠢ ᠲᠠᠨ ᠤ ᠠᠵᠢᠯᠴᠢᠨ ᠠᠴᠠ ᠴᠢᠨᠢ ᠬᠣᠶᠠᠷ ᠳᠠᠬᠢᠨ ᠬᠢᠮᠳᠠ ᠦᠨ᠎ᠡ ᠪᠡᠷ ᠵᠦᠯᠭᠡ ᠶᠢ ᠴᠢᠨᠢ ᠵᠠᠰᠠᠵᠤ
ᠥᠭᠭᠦᠶ᠎ᠡ!》 ᠭᠡᠬᠦ ᠳᠦ᠂ᠬᠠᠲᠤᠭᠲᠠᠢ᠄ 《ᠠᠭᠤᠴᠢᠯᠠᠭᠠᠷᠠᠢ᠂
ᠮᠠᠨ ᠤ ᠵᠦᠯᠭᠡ ᠶᠢ ᠵᠠᠰᠠᠵᠤ ᠶᠠᠩᠵᠤᠯᠠᠳᠠᠭ ᠬᠡᠦᠬᠡᠳ ᠠᠵᠢᠯ ᠢᠶᠠᠨ ᠮᠠᠰᠢ ᠰᠠᠶᠢᠨ ᠭᠦᠢᠴᠡᠳᠭᠡᠳᠡᠭ᠃ ᠪᠢ
ᠲᠡᠭᠦᠨ ᠦ ᠬᠢᠭᠰᠡᠨ ᠠᠵᠢᠯ ᠢ ᠶᠡᠬᠡ ᠥᠨᠳᠥᠷ ᠢᠶᠡᠷ ᠦᠨᠡᠯᠡᠳᠡᠭ》 ᠬᠡᠮᠡᠨ ᠬᠠᠷᠢᠭᠤᠯᠪᠠ.ᠬᠦᠦ ᠪᠦᠷ ᠶᠡᠬᠡ ᠪᠡᠷ ᠰᠢᠮᠳᠠᠵᠤ᠂ ᠠᠵᠢᠯ ᠳᠤ ᠣᠷᠣᠬᠤ ᠶᠢ
ᠦᠨᠡᠬᠡᠷ ᠶᠡᠬᠡ ᠬᠦᠰᠡᠵᠦ ᠪᠠᠶᠢᠭ᠎ᠠ ᠪᠣᠯᠤᠯᠲᠠᠢ᠂ 《ᠬᠠᠲᠤᠭᠲᠠᠢ
ᠪᠢ ᠲᠠᠨ ᠤ ᠶᠠᠪᠠᠭᠠᠨ ᠬᠦᠮᠦᠨ ᠦ ᠵᠠᠮ ᠤᠨ ᠬᠠᠵᠠᠭᠤ ᠲᠠᠯ᠎ᠠ᠂ ᠳᠣᠪᠵᠢᠶ᠎ᠠ ᠪᠣᠯᠤᠨ ᠪᠤᠰᠤᠳ ᠬᠡᠰᠡᠭ ᠢ ᠮᠠᠰᠢ
ᠰᠠᠶᠢᠨ ᠴᠡᠪᠡᠷᠯᠡᠵᠦ᠂ ᠵᠠᠰᠠᠵᠤ ᠥᠭᠭᠦᠶ᠎ᠡ! ᠬᠡᠷᠪᠡ ᠨᠠᠮᠠᠢ ᠠᠵᠢᠯ ᠳᠤ ᠠᠪᠠᠪᠠᠯ᠂ ᠲᠠ ᠡᠨᠡ ᠬᠣᠲᠠ ᠶᠢᠨ
ᠬᠠᠮᠤᠭ ᠤᠨ ᠦᠵᠡᠰᠬᠦᠯᠡᠩᠲᠦ ᠰᠠᠶᠢᠬᠠᠨ ᠴᠡᠴᠡᠷᠯᠢᠭ ᠲᠡᠢ ᠪᠣᠯᠤᠨ᠎ᠠ ᠰᠢᠦ》 ᠬᠡᠮᠡᠨ ᠬᠢᠴᠢᠶᠡᠩᠭᠦᠶᠢᠯᠡᠨ ᠭᠤᠶᠤᠯ᠎ᠠ᠃ ᠬᠠᠲᠤᠭᠲᠠᠢ᠄ 《ᠠᠭᠤᠴᠢᠯᠠᠭᠠᠷᠠᠢ
ᠬᠦᠦ ᠮᠢᠨᠢ! ᠨᠠᠳᠠ ᠳᠤ ᠥᠭᠡᠷ᠎ᠡ ᠠᠵᠢᠯᠴᠢᠨ ᠬᠡᠷᠡᠭ ᠦᠭᠡᠢ》 ᠭᠡᠳ ᠤᠲᠠᠰᠤ ᠪᠠᠨ ᠲᠠᠰᠤᠯᠪᠠ᠃ ᠬᠦᠦ ᠶᠢᠨ ᠴᠢᠷᠠᠢ ᠳᠤ ᠢᠨᠢᠶᠡᠮᠰᠦᠭᠯᠡᠯ ᠲᠣᠳᠣᠷᠠᠨ᠂
ᠪᠠᠶᠠᠷᠲᠠᠢ ᠨᠢ ᠠᠷᠭ᠎ᠠ ᠦᠭᠡᠢ ᠤᠲᠠᠰᠤ ᠪᠠᠨ ᠲᠠᠯᠪᠢᠯ᠎ᠠ᠃ ᠡᠮ ᠦᠨ ᠰᠠᠩ ᠤᠨ ᠡᠵᠡᠨ ᠡᠨᠡ ᠪᠦᠬᠦᠨ ᠢ
ᠰᠣᠨᠣᠰᠤᠭᠠᠳ᠂ ᠬᠦᠦ ᠲᠡᠢ ᠠᠭᠤᠯᠵᠠᠪᠠ.ᠡᠵᠡᠨ᠄ 《ᠬᠦᠦ
ᠮᠢᠨᠢ! ᠴᠢ ᠠᠵᠢᠯᠳᠠᠭᠠ ᠴᠢᠨ ᠰᠡᠳᠬᠢᠯ ᠡᠴᠡ ᠪᠡᠨ ᠬᠠᠨᠳᠤᠳᠠᠭ᠂ ᠠᠵᠢᠯᠰᠠᠭ ᠬᠦᠮᠦᠨ ᠪᠣᠯᠬᠤ ᠨᠢ ᠲᠣᠳᠣᠷᠬᠠᠢ
ᠪᠠᠶᠢᠨ᠎ᠠ᠃ ᠮᠠᠨ ᠤ ᠳᠤ ᠡᠶᠢᠮᠦ ᠰᠡᠳᠬᠢᠯ ᠡᠴᠡ ᠪᠡᠨ ᠠᠵᠢᠯᠯᠠᠳᠠᠭ ᠬᠦᠮᠦᠨ ᠶᠡᠬᠡ ᠬᠡᠷᠡᠭᠲᠡᠢ ᠪᠠᠶᠢᠭ᠎ᠠ
ᠶᠤᠮ᠃ ᠴᠢ ᠮᠠᠨ ᠤ ᠳᠤ ᠠᠵᠢᠯᠯᠠᠬᠤ ᠦᠭᠡᠢ ᠶᠤᠮ ᠤᠤ?》 ᠭᠡᠬᠦ ᠳᠦ ᠬᠦᠦ᠄ 《ᠦᠭᠡᠢ
ᠳ᠋ᠡ! ᠪᠠᠶᠠᠷᠯᠠᠯ᠎ᠠ!》 ᠬᠡᠮᠡᠨ ᠬᠠᠷᠢᠭᠤᠯᠪᠠ.ᠡᠵᠡᠨ᠄ 《ᠴᠢ
ᠤᠲᠠᠰᠤ ᠪᠠᠷ ᠠᠵᠢᠯ ᠳᠤ ᠣᠷᠣᠬᠤ ᠶᠢ ᠨᠢᠭᠡ ᠡᠮᠡᠭᠲᠡᠢ ᠡᠴᠡ ᠬᠢᠴᠢᠶᠡᠩᠭᠦᠶᠢᠯᠡᠨ ᠭᠤᠶᠤᠭᠠᠳ ᠪᠠᠶᠢᠭᠰᠠᠨ ᠰᠢᠦ
ᠳ᠋ᠡ》 ᠬᠡᠮᠡᠨ ᠭᠠᠶᠢᠬᠠᠵᠤ ᠠᠰᠠᠭᠤᠬᠤ ᠳᠤ᠂ᠬᠦᠦ᠄ 《ᠨᠣᠶᠠᠨᠲᠠᠭᠠᠨ!
ᠪᠢ ᠠᠵᠢᠯ ᠢᠶᠠᠨ ᠬᠡᠶᠢᠴᠢᠬᠡᠭᠡᠳ᠂ ᠥᠪᠡᠷ ᠦᠨ ᠢᠶᠡᠨ ᠡᠵᠡᠨ ᠳᠦ ᠲᠠᠭᠠᠯᠠᠭᠳᠠᠭᠰᠠᠨ ᠡᠰᠡᠬᠦ ᠶᠢ ᠰᠢᠯᠭᠠᠵᠤ
ᠦᠵᠡᠭᠰᠡᠨ ᠶᠤᠮ᠃ ᠡᠨᠡ ᠬᠠᠲᠤᠭᠲᠠᠢ ᠶᠢᠨ ᠭᠡᠷ ᠦᠨ ᠵᠦᠯᠭᠡ ᠶᠢ ᠪᠢ ᠵᠠᠰᠠᠵᠤ ᠶᠠᠩᠵᠤᠯᠠᠳᠠᠭ》 ᠶᠤᠮ ᠬᠡᠮᠡᠨ ᠬᠠᠷᠢᠭᠤᠯᠵᠠᠢ᠃

Subscribe to:
Posts
(
Atom
)